tt5

ᠲᠤᠷᠰᠢᠭᠰᠠ ᠵᠤᠬᠢᠶᠠᠯ ᠰᠢᠷᠠᠭᠰᠠᠨ ᠬᠤᠨᠢᠨ ᠬᠦᠯ ᠥᠪᠡᠷᠲᠡᠭᠡᠨ ᠵᠠᠰᠠᠬᠤ ᠣᠷᠤᠨ ᠤ ᠵᠠᠰᠠᠭ ᠤᠨ ᠤᠷᠳᠤᠠ ᠤ ᠲᠡᠷᠢᠭᠦᠯᠡᠭᠴᠢ

ᠠᠪᠦ ᠡᠵᠢ ᠨᠤᠲᠤᠭ ᠭᠦᠭᠡᠭᠴᠢᠨ ᠬᠤᠨᠢᠨ ᠵᠢᠯ ᠤᠨ ᠴᠠᠭᠠᠨ ᠰᠠᠷ᠎ᠡ ᠬᠦᠷᠴᠦ ᠢᠷᠡᠬᠦ ᠲᠠᠰᠢᠷᠠᠮ ᠢᠶᠠᠷ ᠮᠠᠨᠠᠢᠬᠢᠨ ᠥᠪᠡᠷ ᠤᠨ ᠪᠤᠳᠤᠵᠤ ᠰᠠᠨᠠᠭᠰᠠᠨ ᠪᠡᠯᠭᠡᠳᠡᠯ ᠵᠥᠩᠨᠡᠯ ᠢᠶᠠᠨ ᠮᠣᠩᠭᠤᠯ ᠢᠶᠠᠷ ᠢᠶᠠᠨ ᠸᠡᠶᠢᠴᠡᠲ ᠳᠡᠭᠡᠷ᠎ᠡ ᠪᠠᠨ ᠪᠢᠴᠢᠵᠦ ᠨᠢᠭᠡ ᠨᠢᠭᠡᠨ ᠳᠡᠭᠡᠨ ᠰᠠᠷ᠎ᠡ ᠰᠢᠨ᠎ᠡ ᠶᠢᠨ ᠰᠠᠶᠢᠬᠠᠠ ᠮᠡᠨᠳᠦ ᠬᠦᠷᠭᠡᠵᠦ ᠪᠢᠯᠡ ᠃ ᠨᠡᠩ ᠢᠯᠠᠩᠭᠤᠶ᠎ᠡ ᠪᠢᠲᠡᠭᠦᠨ ᠪᠠ ᠰᠢᠨ᠎ᠡ ᠶᠢᠨ ᠨᠢᠭᠡᠨ ᠳᠤ ᠰᠠᠶᠢᠨ ᠰᠠᠶᠢᠬᠠᠨ ᠢ ᠬᠦᠰᠡᠨ ᠵᠥᠩᠨᠡᠭᠰᠡᠨ ᠪᠠᠶᠠᠯᠢᠭ ᠦᠭᠡ ᠶᠢ ᠸᠢᠴᠡᠲ ᠢᠶᠠᠷ ᠬᠠᠷᠢᠯᠴᠠᠨ ᠳᠠᠮᠵᠢᠭᠤᠯᠵᠤ ᠬᠠᠷᠢᠯᠴᠠᠨ ᠮᠡᠨᠳᠦᠴᠢᠯᠡᠯ᠎ᠡ ᠃ ᠪᠢ ᠴᠤ ᠠᠳᠠᠯᠢ ᠪᠠᠷ ᠡᠳᠡᠭᠡᠷ ᠦᠭᠡᠰ ᠲᠤ ᠰᠡᠳᠭᠢᠯ ᠬᠥᠭᠰᠡᠨ ᠠᠮᠲᠠᠷᠬᠠᠨ ᠤᠩᠰᠢᠬᠤ ᠳᠤ ᠤᠳᠭ᠎ᠠ ᠭᠦᠨ ᠂ ᠦᠭᠡ ᠪᠠᠶᠠᠯᠢᠭ ᠪᠠᠢᠭᠰᠠᠨ ᠴᠤ ᠠᠷᠪᠠ ᠬᠦᠷᠬᠦ ᠦᠭᠡᠢ ᠦᠭᠡ ᠡᠴᠡ ᠲᠠᠭᠠᠪᠤᠷᠢ ᠨᠢ ᠠᠯᠳᠠᠭ᠎ᠠ ᠲᠠᠢ ᠪᠢᠰᠢ ᠪᠣᠯ ᠦᠰᠦᠭ ᠨᠢ ᠲᠠᠰᠢᠶ᠎ᠡ ᠲᠠᠢ ᠪᠠᠢᠵᠤ ᠂ ᠬᠡᠷᠡᠭᠯᠡᠬᠦ ᠶᠢᠨ ᠠᠷᠭ᠎ᠠ ᠦᠭᠡᠢ ᠠᠷᠭ᠎ᠠ ᠪᠠᠷᠠᠭᠳᠠᠭᠤᠯᠬᠤ ᠳᠤ ᠬᠠᠵᠠᠭᠤ ᠳᠤ ᠰᠠᠭᠤᠭᠰᠠᠨ ᠨᠠᠢᠵᠠ ᠮᠢᠨᠢ ᠄ 《 ᠶᠠᠭᠤᠨ ᠤ ᠬᠠᠮᠢᠶ᠎ᠡ ᠪᠠᠢᠬᠤ ᠶᠤᠮ ᠂ ᠪᠦᠷ ᠯᠡ ᠢᠩᠭᠢᠵᠦ ᠳᠠᠮᠵᠢᠭᠤᠯᠵᠤ ᠪᠠᠢᠬᠤ ᠶᠤᠮ ᠴᠢᠨᠢ ᠂ ᠣᠢᠷᠠᠯᠴᠠᠭ᠎ᠠ ᠰᠢᠭ ᠪᠢᠴᠢᠴᠢᠭᠡᠪᠡᠯ ᠤᠢᠯᠠᠭᠠᠴᠢᠬᠠᠬᠤ ᠶᠤᠮ ᠃ ᠡᠨᠡ ᠪᠠᠭ᠎ᠠ ᠦᠰᠦᠭ ᠤᠨ ᠠᠯᠳᠠᠭ᠎ᠠ ᠪᠤᠷᠤᠭᠤ ᠶᠢ ᠬᠠᠮᠢᠶᠠᠷᠬᠤ ᠬᠥᠮᠦᠨ ᠪᠠᠢᠬᠤ ᠦᠭᠡᠢ ᠶᠤᠮ ᠡ 》 ᠭᠡᠵᠦ ᠨᠠᠮᠠᠢ ᠢᠳᠭᠠᠬᠤ ᠶᠤᠮ ᠃ ᠶᠡᠷᠦᠳᠡᠭᠡᠨ ᠲᠧᠯᠸᠢᠰ ᠳᠡᠭᠡᠷ᠎ᠡ ᠨᠡᠪᠳᠡᠷᠡᠭᠦᠯᠵᠤ ᠪᠠᠢᠬᠤ ᠳᠠᠭᠤᠤ ᠶᠢᠨ ᠦᠭᠡ ᠂ ᠵᠡᠭᠡᠯᠢ ᠶᠢᠨ ᠫᠠᠶᠢᠰᠠ ᠢᠯᠡᠷᠭᠡᠶᠢᠯᠡᠯ ᠂ ᠮᠣᠩᠭᠤᠯ ᠰᠦᠯᠵᠢᠶ᠎ᠡ ᠳᠤ ᠴᠤ ᠬᠠᠶᠠ ᠲᠠᠰᠢᠶ᠎ᠡ ᠦᠰᠦᠭ ᠬᠠᠷᠠᠭᠳᠠᠬᠤ ᠳᠤ ᠳᠠᠷᠤᠢ ᠳᠤᠨᠢ ᠵᠠᠰᠠᠵᠤ ᠵᠠᠯᠠᠷᠠᠭᠤᠯᠬᠤ ᠦᠭᠡᠢ ᠂ ᠴᠢᠬᠤᠯᠠᠴᠢᠯᠠᠬᠤ ᠪᠠᠷ ᠳᠤᠲᠠᠮᠠᠭ ᠪᠠᠢᠳᠠᠭ ᠃ ᠮᠣᠩᠭᠤᠯ ᠦᠭᠡ ᠬᠡᠯᠡ ᠦᠰᠦᠭ ᠪᠢᠴᠢᠭ᠌ ᠢᠶᠠᠨ ᠬᠥᠭᠵᠢᠭᠦᠯᠬᠦ ᠳᠤ ᠦᠰᠦᠭ ᠪᠢᠴᠢᠭ᠌ ᠢᠶᠠᠨ ᠵᠦᠪ ᠪᠢᠴᠢᠵᠦ ᠬᠡᠷᠡᠭᠯᠡᠬᠦ ᠪᠣᠯ ᠰᠠᠭᠤᠷᠢ ᠪᠣᠯᠤᠨ᠎ᠠ ᠃ ᠲᠦᠩᠯᠢᠶᠣᠣ ᠵᠢᠨ ᠬᠠᠨ ᠠᠭᠤᠯᠠ ᠤᠯᠠᠭᠠᠨ ᠢᠳᠡᠭᠡ ᠡᠳ᠋ᠰᠢᠭᠦᠯᠬᠦ ᠬᠢᠵᠠᠭᠠᠷᠲᠤ ᠺᠣᠮᠫᠠᠨᠢ ᠲᠦᠩᠯᠢᠶᠣᠣ ᠵᠢᠨ ᠬᠠᠨ ᠠᠭᠤᠯᠠ ᠤᠯᠠᠭᠠᠨ ᠢᠳᠡᠭᠡ ᠡᠳ᠋ᠰᠢᠭᠦᠯᠬᠦ ᠬᠢᠵᠠᠭᠠᠷᠲᠤ ᠺᠣᠮᠫᠠᠨᠢ ᠪᠣᠯ ᠥᠪᠦᠷ ᠮᠣᠩᠭᠤᠯ ᠤᠨ ᠬᠠᠨ ᠠᠭᠤᠯᠠ ᠢᠳᠡᠭᠡᠨ ᠤ ᠬᠢᠵᠠᠭᠠᠷᠲᠤ ᠺᠣᠮᠫᠠᠨᠢ ᠵᠢᠨ ᠬᠠᠷᠢᠶᠠᠲᠤ ᠺᠣᠮᠫᠠᠨᠢ ᠪᠣᠯᠤᠨ᠎ᠠ ᠂ ᠤᠤᠯ ᠤᠨ 1995 ᠣᠨ ᠤ 3 ᠰᠠᠷ᠎ᠠ ᠳᠤ ᠪᠠᠢᠭᠤᠯᠤᠭᠰᠠᠨ ᠬᠠᠨ ᠠᠭᠤᠯᠠ ᠰᠦ᠋ ᠲᠠᠢ ᠴᠠᠢ ᠵᠢᠨ ᠮᠤᠬᠤᠯᠠᠭ ᠤᠨ ᠰᠠᠭᠤᠷᠢᠨ ᠳᠡᠭᠡᠷ᠎ᠡ ᠂ 2007 ᠣᠨ ᠳᠤ ᠲᠠᠩᠰᠠᠯᠠᠭᠤᠯᠤᠨ ᠪᠠᠢᠭᠤᠯᠵᠠᠢ ᠂ ᠨᠢᠭᠡᠨᠲᠡ 20 ᠵᠢᠯ ᠪᠣᠯᠵᠤ ᠪᠠᠢᠨ᠎ᠠ ᠃ ᠺᠣᠮᠫᠠᠨᠢ ᠵᠢᠨ ᠶᠡᠷᠦᠩᠬᠡᠢ ᠬᠥᠷᠦᠩᠭᠡ 1,835 ᠲᠦᠮᠡᠨ ᠲᠥᠭᠦᠷᠢᠭ ᠂ ᠲᠦᠭᠦᠬᠡᠢ ᠮᠢᠬᠠᠨ ᠤ ᠵᠢᠯ ᠦᠨ ᠦᠢᠯᠡᠳᠪᠦᠷᠢᠯᠡᠬᠦ ᠬᠡᠮᠵᠢᠶ᠎ᠡ 1,200 ᠲᠣᠨ ᠂ ᠬᠠᠲᠠᠭᠠᠭᠰᠠᠨ ᠮᠢᠬᠠᠨ ᠤ ᠵᠢᠯ ᠦᠨ ᠦᠢᠯᠡᠳᠪᠦᠷᠢᠯᠡᠬᠦ ᠬᠡᠮᠵᠢᠶ᠎ᠡ 480 ᠲᠣᠨ ᠪᠠᠢᠵᠤ ᠂ ᠬᠠᠲᠠᠭᠠᠭᠰᠠᠨ ᠮᠢᠬ᠎ᠠ ᠡᠳ᠋ᠰᠢᠭᠦᠯᠬᠦ ᠂ ᠤᠯᠠᠭᠠᠨ ᠢᠳᠡᠭᠡ ᠡᠳ᠋ᠰᠢᠭᠦᠯᠬᠦ ᠂ ᠦᠨᠳᠦᠰᠦᠲᠡᠨ ᠤ ᠣᠨᠴᠠᠯᠢᠭ ᠪᠦᠬᠦᠢ ᠲᠠᠸᠠᠷ ᠰᠤᠳᠤᠯᠤᠨ ᠨᠡᠭᠡᠭᠡᠬᠦ ᠂ ᠳᠣᠲᠤᠭᠠᠳᠤ ᠭᠠᠳᠠᠭᠠᠳᠤ ᠠᠷᠠᠯᠵᠢᠶ᠎ᠡ ᠶᠢ ᠤᠶᠠᠯᠳᠤᠭᠤᠭᠤᠯᠤᠭᠰᠠᠨ ᠦᠨᠳᠦᠰᠦᠲᠡᠨ ᠤ ᠣᠨᠴᠠᠯᠢᠭ ᠲᠠᠢ ᠠᠷᠠᠳ ᠡᠴᠡ ᠡᠷᠬᠢᠯᠡᠭᠰᠡᠨ ᠪᠢᠵᠸᠨᠸᠰ ᠪᠣᠯᠤᠨ᠎ᠠ ᠃ ᠲᠦᠩᠯᠢᠶᠣᠣ ᠵᠢᠨ ᠬᠠᠨ ᠠᠭᠤᠯᠠ ᠤᠯᠠᠭᠠᠨ ᠢᠳᠡᠭᠡ ᠡᠳ᠋ᠰᠢᠭᠦᠯᠬᠦ ᠬᠢᠵᠠᠭᠠᠷᠲᠤ ᠺᠣᠮᠫᠠᠨᠢ ᠵᠢᠨ ᠦᠢᠯᠡᠳᠪᠦᠷᠢᠯᠡᠭᠰᠡᠨ ︽ ᠬᠠᠨ ᠠᠭᠤᠯᠠ ︾ ᠬᠠᠲᠠᠭᠠᠭᠰᠠᠨ ᠪᠣᠷᠴᠠ ᠨᠢ ᠤᠯᠤᠰ ᠤᠨ ᠪᠠ ᠥᠪᠡᠷᠲᠡᠭᠡᠨ ᠵᠠᠰᠠᠬᠤ ᠣᠷᠤᠨ ᠤ ᠬᠠᠮᠢᠶ᠎ᠠ ᠪᠦᠬᠦᠢ ᠨᠢᠭᠡᠴᠡ ᠳᠤ ︽ ᠳᠤᠮᠳᠠᠳᠤ ᠤᠯᠤᠰ ᠤᠨ ᠬᠠᠲᠠᠭᠠᠭᠰᠠᠨ ᠪᠣᠷᠴᠠ ᠵᠢᠨ ᠨᠢᠭᠡᠳᠦᠭᠡᠷ ᠲᠠᠸᠠᠷ ᠲᠡᠮᠳᠡᠭ ︾ ᠂ ᠥᠪᠦᠷ ᠮᠣᠩᠭᠤᠯ ᠤᠨ ︽ ᠨᠡᠷᠡᠲᠦ ᠰᠤᠯᠠ ᠢᠳᠡᠭᠡᠨ ︾ ᠂ ︽ ᠪᠤᠬᠢᠷᠲᠦᠯ ᠦᠭᠡᠢ ᠪᠠᠢᠭᠠᠯᠢᠯᠢᠭ ᠢᠳᠡᠭᠡᠨ ︾ ᠢᠶᠡᠷ ᠦᠨᠡᠯᠡᠭᠳᠡᠵᠦ ᠂ ︽ ᠡᠬᠢᠯᠡᠨ ᠡᠭᠦᠰᠭᠡᠭᠰᠡᠨ ᠠᠯᠳᠠᠨ ᠮᠸᠲ᠋ᠠᠯ ︾ ᠢᠶᠡᠷ ᠱᠠᠩᠨᠠᠭᠳᠠᠵᠠᠢ ︔ ︽ ᠬᠠᠨ ᠠᠭᠤᠯᠠ ︾ ᠲᠠᠸᠠᠷ ᠲᠡᠮᠳᠡᠭ ᠨᠢ ᠲᠦᠩᠯᠢᠶᠣᠣ ᠬᠤᠳᠠ ᠵᠢᠨ ︽ ᠨᠡᠷᠡᠲᠦ ᠲᠠᠸᠠᠷ ᠲᠡᠮᠳᠡᠭ ︾ ᠂ ᠥᠪᠦᠷ ᠮᠣᠩᠭᠤᠯ ᠤᠨ ︽ ᠠᠯᠳᠠᠷᠲᠤ ᠲᠠᠸᠠᠷ ᠲᠡᠮᠳᠡᠭ ︾ ᠂ ︽ ᠳᠤᠮᠳᠠᠳᠤ ᠤᠯᠤᠰ ᠤᠨ ᠦᠨᠳᠦᠰᠦᠲᠡᠨ ᠤ ᠢᠳᠡᠭᠡᠨ ᠤᠮᠳᠠᠭᠠᠨ ᠤ ᠠᠷᠪᠠᠨ ᠰᠢᠯᠢᠳᠡᠭ ᠲᠠᠸᠠᠷ ᠲᠡᠮᠳᠡᠭ ︾ ᠢᠶᠡᠷ ᠦᠨᠡᠯᠡᠭᠦᠯᠦᠭᠰᠡᠨ ᠪᠠᠢᠨ᠎ᠠ ︔ 2015 ᠣᠨ ᠳᠤ ᠤᠯᠤᠰ ᠤᠨ ᠦᠢᠯᠡᠳᠪᠦᠷᠢ ᠬᠤᠳᠠᠯᠳᠤᠭᠠᠨ ᠤ ᠬᠠᠮᠢᠶᠠᠷᠤᠯᠲᠠ ᠵᠢᠨ ᠶᠡᠷᠦᠩᠬᠡᠢ ᠲᠤᠪᠴᠢᠶ᠎ᠡ ᠡᠴᠡ ︽ ᠳᠤᠮᠳᠠᠳᠤ ᠤᠯᠤᠰ ᠤᠨ ᠠᠯᠳᠠᠷᠲᠤ ᠲᠠᠸᠠᠷ ᠲᠡᠮᠳᠡᠭ ︾ ᠢᠶᠡᠷ ᠦᠨᠡᠯᠡᠨ ᠪᠠᠲᠤᠯᠠᠵᠠᠢ ︔ ᠺᠣᠮᠫᠠᠨᠢ ᠵᠢᠨ ᠦᠢᠯᠡᠳᠪᠦᠷᠢᠯᠡᠭᠰᠡᠨ ᠲᠠᠸᠠᠷ ᠪᠦᠲᠦᠭᠡᠭᠳᠡᠬᠦᠨ ᠨᠢ ᠫᠠᠷᠢᠰ ᠳᠤ ᠪᠣᠯᠤᠭᠰᠠᠨ ᠡᠸᠦᠷᠦᠫᠡ ᠵᠢᠨ ᠢᠳᠡᠭᠡᠨ ᠤ ᠦᠵᠡᠭᠦᠯᠦᠯᠭᠡ ᠂ ᠳ᠋ᠠᠯᠢᠶᠠᠨ ᠳᠤ ᠪᠣᠯᠤᠭᠰᠠᠨ ᠲᠠᠪᠤᠳᠠᠬᠢ ᠳᠤᠮᠳᠠᠳᠤ ᠤᠯᠤᠰ ᠤᠨ ᠤᠯᠠᠨ ᠤᠯᠤᠰ ᠤᠨ ᠲᠠᠸᠠᠷ ᠲᠡᠮᠳᠡᠭ ᠦᠨ ᠴᠢᠭᠤᠯᠭᠠᠨ ᠂ ᠮᠤᠰᠺᠸᠠ ᠳᠤ ᠪᠣᠯᠤᠭᠰᠠᠨ ᠤᠯᠠᠨ ᠤᠯᠤᠰ ᠤᠨ ᠢᠳᠡᠭᠡᠨ ᠤ ᠦᠵᠡᠭᠦᠯᠦᠯᠭᠡ ᠂ ᠢᠲ᠋ᠠᠯᠢ ᠳᠤ ᠪᠣᠯᠤᠭᠰᠠᠨ ᠤᠯᠠᠭᠠᠨ ᠢᠳᠡᠭᠡᠨ ᠤ ᠲᠧᠭᠨᠢᠭ ᠦᠨ ᠦᠵᠡᠭᠦᠯᠦᠯᠭᠡ ᠳᠤ ᠤᠷᠢᠭᠳᠠᠨ ᠣᠷᠤᠯᠴᠠᠭᠰᠠᠨ ᠪᠠᠢᠨ᠎ᠠ ︔ ᠺᠣᠮᠫᠠᠨᠢ ᠨᠢ ᠥᠪᠦᠷ ᠮᠣᠩᠭᠤᠯ ᠤᠨ ᠮᠠᠯ ᠲᠠᠷᠢᠶᠠᠯᠠᠩ ᠤᠨ ᠠᠵᠤ ᠦᠢᠯᠡᠰᠵᠢᠭᠦᠯᠦᠯᠲᠡ ᠵᠢᠨ ᠭᠤᠤᠯᠳᠠᠯᠠᠭ᠎ᠠ ᠲᠠᠢ ᠲᠣᠯᠤᠭᠠᠢᠯᠠᠭᠴᠢ ᠠᠵᠤ ᠠᠬᠤᠢᠯᠠᠯ ᠂ ᠥᠪᠡᠷᠲᠡᠭᠡᠨ ᠵᠠᠰᠠᠬᠤ ᠣᠷᠤᠨ ᠤ ᠶᠠᠳᠠᠭᠤ ᠶᠢ ᠲᠡᠳᠭᠦᠭᠰᠡᠨ ᠭᠣᠣᠯᠳᠠᠯᠭ᠎ᠠ ᠲᠠᠢ ᠲᠣᠯᠤᠭᠠᠢᠯᠠᠭᠴᠢ ᠠᠵᠤ ᠠᠬᠤᠢᠯᠠᠯ ᠂ ᠲᠦᠩᠯᠢᠶᠣᠣ ᠬᠤᠳᠠ ᠵᠢᠨ ᠬᠡᠷᠡᠭᠯᠡᠭᠴᠢᠳ ᠦᠨ ᠢᠲᠡᠭᠡᠮᠵᠢ ᠲᠠᠢ ᠠᠵᠤ ᠠᠬᠤᠢᠯᠠᠯ ᠢᠶᠡᠷ ᠦᠨᠡᠯᠡᠭᠳᠡᠵᠦ ᠂ ᠳᠤᠮᠳᠠᠳᠤ ᠤᠯᠤᠰ ᠤᠨ ᠤᠯᠠᠭᠠᠨ ᠢᠳᠡᠭᠡᠨ ᠤ ᠨᠡᠢᠭᠡᠮᠯᠢᠭ ᠦᠨ ᠪᠠᠢᠩᠭᠤ ᠵᠢᠨ ᠬᠡᠷᠡᠭ ᠡᠷᠬᠢᠯᠡᠭᠴᠢ ᠪᠠᠢᠭᠤᠯᠭ᠎ᠠ ᠪᠡᠷ ᠰᠣᠩᠭᠤᠭᠳᠠᠭᠰᠠᠨ ᠪᠠᠢᠨ᠎ᠠ ᠃
Posted in ᠵᠠᠭᠤᠰᠢ ᠨᠤᠭᠤᠭ᠎ᠠ.