ᠲᠤᠷᠰᠢᠭᠰᠠᠨ ᠵᠤᠬᠢᠶᠠᠯ ᠠᠩᠬᠠᠷᠤᠭᠤᠯᠤᠭᠰᠠᠨ ᠪᠠᠢᠳᠠᠭ ᠪᠥᠭᠡᠳ ᠳᠤᠷ᠎ᠠ ᠮᠡᠳᠡᠨ ᠵᠠᠩ ᠦᠢᠯᠡ ᠵᠣᠬᠢᠶᠠᠵᠤ

ᠨᠠᠰᠤ ᠪᠠᠷᠠᠭᠰᠠᠨ ᠬᠥᠮᠦᠨ ᠢ ᠣᠷᠤᠰᠢᠭᠤᠯᠬᠤ ᠶᠢᠨ ᠡᠮᠦᠨᠡᠬᠢ ᠶᠣᠰᠤ ᠵᠢ ᠵᠢᠷᠤᠬᠠᠢ ᠶᠢᠨ ᠰᠤᠳᠤᠷ ᠨᠣᠮ ᠮᠡᠳᠡᠬᠦ ᠵᠢᠷᠤᠬᠠᠢᠴᠢ ᠬᠥᠮᠦᠨ ᠢᠶᠡᠷ 《 ᠠᠯᠳᠠᠨ ᠰᠠᠪᠠ 》 ᠨᠡᠭᠡᠯᠭᠡᠵᠤ ᠲᠡᠷᠡ ᠨᠣᠮ ᠤᠨ ᠳᠠᠭᠠᠤ ᠶᠣᠰᠤᠴᠢᠯᠠᠨ ᠦᠢᠯᠡᠳᠦᠨ᠎ᠡ ᠃ ᠮᠣᠩᠭᠤᠯ ᠶᠣᠰᠤᠨ ᠳᠦ ᠨᠠᠰᠤ ᠪᠠᠷᠠᠭᠴᠢ ᠶᠢ ᠣᠷᠤᠰᠢᠭᠤᠯᠬᠤ ᠡᠳᠦᠷ ᠮᠠᠯᠠᠭᠠᠢ ᠵᠢ ᠪᠤᠷᠤᠭᠤ ᠬᠠᠷᠠᠭᠤᠯᠵᠤ ᠂ ᠳᠡᠪᠡᠯ ᠤᠨ ᠵᠠᠬ᠎ᠠ ᠵᠢ ᠲᠤᠲᠤᠭᠰᠢ ᠴᠢᠬᠢᠵᠦ ᠂ ᠳᠡᠪᠡᠯ ᠤᠨ ᠬᠣᠷᠮᠤᠢ ᠵᠢ ᠬᠣᠶᠠᠷ ᠲᠠᠰᠢ ᠢᠷᠠᠵᠦ ᠣᠷᠤᠳᠠᠭ ᠪᠥᠭᠡᠳ ᠪᠤᠰᠤᠳ ᠦᠶ᠎ᠡ ᠳᠦ ᠳᠡᠭᠡᠷᠡᠬᠢ ᠦᠢᠯᠡᠳᠦᠯ ᠤᠳ ᠢ ᠴᠡᠭᠡᠷᠯᠡᠳᠡᠭ ᠃ ᠡᠴᠢᠭᠡ ᠂ ᠡᠬᠡ ᠵᠢ ᠣᠷᠤᠰᠢᠭᠤᠯᠵᠤ ᠪᠠᠢᠭ᠎ᠠ ᠪᠣᠯ ᠪᠠᠷᠠᠭᠤᠨ ᠡᠪᠦᠳᠦᠭ ᠡᠴᠡ ᠨᠢ ᠵᠦᠪᠬᠠᠨ ᠲᠥᠷᠦᠭᠰᠡᠨ ᠬᠡᠤᠬᠠᠳ ᠣᠳ ᠨᠢ ᠠᠳᠢᠰ ᠠᠪᠬᠤ ᠶᠣᠰᠤ ᠲᠠᠢ ᠃ ᠨᠠᠰᠤ ᠪᠠᠷᠠᠭᠴᠢᠳ ᠲᠠᠢ ᠬᠠᠮᠢᠶ᠎ᠠ ᠪᠤᠰᠤ ᠰᠠᠯᠬᠤ ᠶᠣᠰᠤ ᠤᠢᠯᠡᠳᠴᠤ ᠪᠣᠯᠬᠤ ᠦᠭᠡᠢ ᠃ ᠱᠠᠷᠢᠯ ᠳᠦ ᠨᠣᠮ ᠳᠦ ᠵᠢᠭᠠᠭᠰᠠᠨ ᠵᠢᠯᠲᠡᠨ ᠡᠬᠢᠯᠡᠵᠦ ᠬᠦᠷᠦᠭᠰᠡᠨ ᠬᠤᠢᠨᠠ ᠪᠤᠰᠤᠳ ᠶᠣᠰᠤ ᠵᠢ ᠭᠦᠢᠴᠡᠳᠭᠡᠬᠦ ᠪᠥᠭᠡᠳ ᠤᠷᠤᠰᠢᠭᠤᠯᠭᠠ ᠵᠢᠨ ᠠᠵᠢᠯ ᠳᠦ ᠵᠢᠷᠮᠦᠰᠦᠨ ᠡᠮᠡᠭᠲᠡᠢ ᠪᠤᠯᠤᠨ ᠨᠢᠯᠬᠠ ᠬᠡᠤᠬᠠᠳ ᠣᠷᠤᠭᠤᠯᠳᠠᠭ ᠦᠭᠡᠢ ᠃ ᠮᠥᠨ 49 ᠬᠣᠨᠤᠭ ᠳᠣᠲᠤᠷ᠎ᠠ ᠨᠥᠬᠦᠷ ᠢ ᠣᠷᠤᠰᠢᠭᠤᠯᠵᠤ ᠪᠠᠢᠭ᠎ᠠ ᠪᠣᠯ ᠡᠬᠠᠨᠡᠷ ᠨᠢ ᠂ ᠡᠬᠠᠨᠡᠷ ᠢ ᠣᠷᠤᠰᠢᠭᠤᠯᠵᠤ ᠪᠠᠢᠭ᠎ᠠ ᠪᠣᠯ ᠡᠷ᠎ᠡ ᠨᠥᠬᠦᠷ ᠨᠢ ᠥᠭᠡᠷ᠎ᠡ ᠪᠤᠰᠤᠳ ᠲᠠᠢ ᠡᠷ᠎ᠡ ᠂ ᠡᠮ᠎ᠡ ᠶᠢᠨ ᠠᠵᠢᠯ ᠦᠢᠯᠡᠳᠬᠦ ᠂ ᠠᠮᠢᠲᠠᠨ ᠤ ᠠᠮᠢ ᠲᠠᠰᠤᠯᠬᠤ ᠂ ᠬᠤᠯᠠᠭᠠᠢ ᠳᠡᠭᠡᠷᠡᠮ ᠬᠢᠬᠦ ᠂ ᠮᠣᠳᠤ ᠤᠭᠲᠤᠯᠠᠬᠤ ᠂ ᠬᠡᠯᠡ ᠠᠮᠠ ᠬᠡᠷᠡᠭᠦᠯ ᠮᠠᠷᠭᠤᠭᠠᠨ ᠂ ᠵᠠᠷᠭᠤ ᠲᠡᠮᠡᠴᠡᠯ ᠬᠢᠬᠦ ᠵᠢ ᠬᠠᠲᠠᠭᠤ ᠴᠡᠭᠡᠷᠯᠡᠳᠡᠭ ᠃

Posted in ᠬᠤᠭᠤᠯᠠ ᠬᠦᠨᠦᠰᠦ, ᠰᠤᠨᠢᠨ ᠮᠡᠳᠡᠭᠡ.