ᠲᠤᠷᠰᠢᠭᠰᠠᠨ ᠵᠤᠬᠢᠶᠠᠯ ᠳᠡᠪᠡᠯ ᠤᠨ ᠵᠠᠬ᠎ᠠ ᠵᠢ ᠲᠤᠲᠤᠭᠰᠢ ᠴᠢᠬᠢᠵᠦ ᠂ ᠳᠡᠪᠡᠯ ᠤᠨ ᠬᠣᠷᠮᠤᠢ ᠵᠢ ᠬᠣᠶᠠᠷ ᠲᠠᠰᠢ

ᠣᠷᠤᠰᠢᠭᠤᠯᠭ᠎ᠠ ᠶᠢᠨ ᠵᠠᠩ ᠤᠢᠯᠠ ᠵᠢ ᠦᠢᠯᠡᠳᠬᠦ ᠶᠣᠰᠤᠲᠠᠢ ᠵᠢ ᠠᠩᠬᠠᠷᠤᠭᠤᠯᠤᠭᠰᠠᠨ ᠪᠠᠢᠳᠠᠭ ᠪᠥᠭᠡᠳ ᠳᠤᠷ᠎ᠠ ᠮᠡᠳᠡᠨ ᠵᠠᠩ ᠦᠢᠯᠡ ᠵᠣᠬᠢᠶᠠᠵᠤ ᠦᠬᠦᠭᠰᠡᠨ ᠬᠥᠮᠦᠨ ᠢ ᠣᠷᠤᠰᠢᠭᠤᠯᠬᠤ ᠨᠢ ᠭᠡᠮ ᠠᠯᠳᠠᠰ ᠶᠡᠬᠡ ᠭᠠᠷᠬᠤ ᠪᠥᠭᠡᠳ ᠦᠯᠡᠳᠡᠵᠦ ᠬᠣᠴᠤᠷᠤᠭᠰᠠᠨ ᠠᠬ᠎ᠠ ᠳᠡᠭᠦᠦ ᠂ ᠤᠷᠤᠭ ᠰᠠᠳᠤᠨ ᠳᠦ ᠭᠠᠢ ᠪᠠᠷᠴᠢᠳ ᠨᠢᠭᠤᠷᠯᠠᠬᠤ ᠭᠡᠮ  ᠲᠠᠢ ᠬᠡᠮᠡᠨ ᠦᠵᠡᠳᠡᠭ ᠃
ᠨᠠᠰᠤ ᠪᠠᠷᠠᠭᠰᠠᠨ ᠬᠥᠮᠦᠨ ᠢ ᠣᠷᠤᠰᠢᠭᠤᠯᠬᠤ ᠶᠢᠨ ᠡᠮᠦᠨᠡᠬᠢ ᠶᠣᠰᠤ ᠵᠢ ᠵᠢᠷᠤᠬᠠᠢ ᠶᠢᠨ ᠰᠤᠳᠤᠷ ᠨᠣᠮ ᠮᠡᠳᠡᠬᠦ ᠵᠢᠷᠤᠬᠠᠢᠴᠢ ᠬᠥᠮᠦᠨ ᠢᠶᠡᠷ 《 ᠠᠯᠳᠠᠨ ᠰᠠᠪᠠ 》 ᠨᠡᠭᠡᠯᠭᠡᠵᠤ ᠲᠡᠷᠡ ᠨᠣᠮ ᠤᠨ ᠳᠠᠭᠠᠤ ᠶᠣᠰᠤᠴᠢᠯᠠᠨ ᠦᠢᠯᠡᠳᠦᠨ᠎ᠡ ᠃ ᠮᠣᠩᠭᠤᠯ ᠶᠣᠰᠤᠨ ᠳᠦ ᠨᠠᠰᠤ ᠪᠠᠷᠠᠭᠴᠢ ᠶᠢ ᠣᠷᠤᠰᠢᠭᠤᠯᠬᠤ ᠡᠳᠦᠷ ᠮᠠᠯᠠᠭᠠᠢ ᠵᠢ ᠪᠤᠷᠤᠭᠤ ᠬᠠᠷᠠᠭᠤᠯᠵᠤ ᠂ ᠳᠡᠪᠡᠯ ᠤᠨ ᠵᠠᠬ᠎ᠠ ᠵᠢ ᠲᠤᠲᠤᠭᠰᠢ ᠴᠢᠬᠢᠵᠦ ᠂ ᠳᠡᠪᠡᠯ ᠤᠨ ᠬᠣᠷᠮᠤᠢ ᠵᠢ ᠬᠣᠶᠠᠷ ᠲᠠᠰᠢ ᠢᠷᠠᠵᠦ ᠣᠷᠤᠳᠠᠭ ᠪᠥᠭᠡᠳ ᠪᠤᠰᠤᠳ ᠦᠶ᠎ᠡ ᠳᠦ ᠳᠡᠭᠡᠷᠡᠬᠢ ᠦᠢᠯᠡᠳᠦᠯ ᠤᠳ ᠢ ᠴᠡᠭᠡᠷᠯᠡᠳᠡᠭ ᠃

Posted in ᠬᠤᠭᠤᠯᠠ ᠬᠦᠨᠦᠰᠦ, ᠰᠤᠨᠢᠨ ᠮᠡᠳᠡᠭᠡ.