tt4

ᠲᠤᠷᠰᠢᠭᠰᠠᠨ ᠵᠤᠬᠢᠶᠠᠯ ᠲᠤᠷᠰᠢᠭᠰᠠᠨ ᠵᠤᠬᠢᠶᠠᠯ ᠬᠠᠭᠤᠷᠠᠢ ᠪᠤᠳᠠᠭ᠎ᠠ

ᠤᠴᠢᠷ ᠨᠢ ᠬᠡᠭᠦᠷ ᠭᠡᠷ  ᠲᠦ ᠤᠳᠠᠭᠠᠨ ᠪᠠᠢᠬᠤ ᠨᠢ ᠦᠯᠡᠳᠡᠭᠰᠡᠨ ᠠᠷᠤ ᠭᠡᠷ ᠤᠨ ᠬᠡᠰᠢᠭ ᠪᠤᠶᠠᠨ ᠳᠦ ᠮᠠᠭᠤ ᠬᠡᠮᠡᠳᠡᠭ ᠃ ᠮᠥᠨ ᠨᠠᠰᠤ ᠪᠠᠷᠠᠭᠴᠢᠳ ᠤᠨ ᠳᠡᠷᠭᠡᠳᠡ ᠨᠡᠷ᠎ᠡ ᠪᠡᠷ ᠨᠢ ᠳᠠᠭᠤᠳᠠᠬᠤ ᠂ ᠴᠢᠩᠭ᠎ᠠ ᠳᠠᠭᠤ ᠴᠢᠮᠡᠭᠡ ᠭᠠᠷᠭᠠᠬᠤ ᠂ ᠠᠮᠢᠳᠤᠷᠠᠴᠢᠯᠠᠨ ᠬᠠᠷᠢᠴᠠᠬᠤ ᠵᠡᠷᠭᠡ ᠶᠣᠰᠤ ᠪᠤᠰᠤ ᠦᠢᠯᠡᠳᠦᠯ ᠬᠢᠬᠦ ᠵᠢ ᠴᠡᠭᠡᠷᠯᠡᠳᠡᠭ ᠃ ᠵᠢᠷᠤᠬᠠᠢ ᠶᠢᠨ ᠶᠣᠰᠤᠨ ᠳᠦ ᠨᠠᠰᠤ ᠪᠠᠷᠠᠭᠰᠠᠨ ᠬᠥᠮᠦᠨ ᠳᠦ ᠭᠦᠨ ᠬᠦᠨᠳᠤᠳᠬᠠᠯ ᠲᠠᠢ ᠬᠠᠷᠢᠴᠠᠬᠤ ᠂ ᠮᠥᠨ ᠰᠤᠳᠤᠷ ᠨᠣᠮ ᠳᠦ ᠵᠢᠭᠠᠭᠰᠠᠨ ᠥ ᠳᠠᠭᠠᠤ ᠣᠷᠤᠰᠢᠭᠤᠯᠭ᠎ᠠ ᠶᠢᠨ ᠵᠠᠩ ᠤᠢᠯᠠ ᠵᠢ ᠦᠢᠯᠡᠳᠬᠦ ᠶᠣᠰᠤᠲᠠᠢ ᠵᠢ ᠠᠩᠬᠠᠷᠤᠭᠤᠯᠤᠭᠰᠠᠨ ᠪᠠᠢᠳᠠᠭ ᠪᠥᠭᠡᠳ ᠳᠤᠷ᠎ᠠ ᠮᠡᠳᠡᠨ ᠵᠠᠩ ᠦᠢᠯᠡ ᠵᠣᠬᠢᠶᠠᠵᠤ ᠦᠬᠦᠭᠰᠡᠨ ᠬᠥᠮᠦᠨ ᠢ ᠣᠷᠤᠰᠢᠭᠤᠯᠬᠤ ᠨᠢ ᠭᠡᠮ ᠠᠯᠳᠠᠰ ᠶᠡᠬᠡ ᠭᠠᠷᠬᠤ ᠪᠥᠭᠡᠳ ᠦᠯᠡᠳᠡᠵᠦ ᠬᠣᠴᠤᠷᠤᠭᠰᠠᠨ ᠠᠬ᠎ᠠ ᠳᠡᠭᠦᠦ ᠂ ᠤᠷᠤᠭ ᠰᠠᠳᠤᠨ ᠳᠦ ᠭᠠᠢ ᠪᠠᠷᠴᠢᠳ ᠨᠢᠭᠤᠷᠯᠠᠬᠤ ᠭᠡᠮ  ᠲᠠᠢ ᠬᠡᠮᠡᠨ ᠦᠵᠡᠳᠡᠭ ᠃

Posted in ᠬᠤᠭᠤᠯᠠ ᠬᠦᠨᠦᠰᠦ, ᠰᠤᠨᠢᠨ ᠮᠡᠳᠡᠭᠡ, ᠵᠠᠭᠤᠰᠢ ᠨᠤᠭᠤᠭ᠎ᠠ.