tt3

ᠲᠤᠷᠰᠢᠭᠰᠠᠨ ᠵᠤᠬᠢᠶᠠᠯ ᠴᠠᠭᠠᠨ ᠢᠳᠡᠭᠡᠨ ᠬᠤᠶᠠᠷ

ᠡᠷᠳᠡᠨᠢᠲᠤ ᠬᠥᠮᠦᠨ ᠢ ᠨᠠᠰᠤ ᠪᠠᠷᠠᠬᠤ ᠳᠦ ᠨᠢ ᠮᠡᠯᠮᠡᠢ ᠨᠢ ᠨᠡᠭᠡᠭᠡᠯᠲᠡ ᠳᠠᠢ ᠪᠠᠢᠪᠠᠯ ᠠᠨᠢᠭᠤᠯᠵᠦ ᠂ ᠪᠡᠶ᠎ᠡ ᠵᠢ ᠨᠢ ᠰᠢᠯᠤᠭᠤᠨ ᠵᠠᠰᠠᠵᠤ ᠬᠣᠶᠠᠷ ᠭᠠᠷ ᠢ ᠨᠢ ᠬᠡᠪᠡᠯᠢ ᠵᠢᠨ ᠲᠤᠰ ᠭᠠᠵᠠᠷ ᠵᠥᠷᠢᠭᠦᠯᠦᠨ ᠲᠠᠯᠪᠢᠳᠠᠭ ᠪᠥᠭᠡᠳ ᠮᠥᠨ ᠬᠡᠪᠲᠡᠵᠦ ᠪᠤᠢ ᠠᠷᠰᠯᠠᠨ  ᠤ ᠰᠢᠨᠵᠢ  ᠪᠡᠷ ᠪᠠᠷᠠᠭᠤᠨ ᠬᠠᠮᠠᠷ ᠤᠨ ᠨᠦᠬᠡ ᠵᠢ ᠪᠠᠷᠠᠭᠤᠨ ᠭᠠᠷ ᠤᠨ ᠡᠷᠡᠬᠠᠢ ᠬᠤᠷᠤᠭᠤ ᠪᠡᠷ ᠪᠦᠬᠯᠡᠵᠦ ᠂ ᠰᠠᠷᠪᠤᠭᠤ ᠵᠢ ᠨᠢ ᠳᠡᠷᠡᠯᠡᠭᠦᠯᠵᠦ ᠂ ᠰᠤᠯᠠ ᠭᠠᠷ ᠢ ᠨᠢ ᠪᠡᠶ᠎ᠡ ᠶᠢᠨ ᠳᠠᠭᠠᠤ ᠰᠤᠩᠭᠠᠵᠤ ᠲᠠᠯᠪᠢᠭᠠᠳ ᠳᠠᠷᠤᠭᠳᠠᠭ᠎ᠠ ᠦᠭᠡᠢ ᠳᠡᠭᠡᠳᠦ ᠬᠥᠯ ᠢ ᠨᠢ ᠨᠤᠭᠤᠯᠠᠰᠬᠢᠯᠬᠡᠨ ᠬᠡᠪᠲᠡᠭᠦᠯᠳᠡᠭ ᠃ ᠡᠨᠡ ᠨᠢ ᠪᠤᠷᠬᠠᠨ ᠪᠠᠭᠰᠢ ᠨᠢᠷᠸᠠᠨ ᠢ ᠪᠢᠳᠡᠨ ᠳᠦ ᠦᠵᠡᠭᠦᠯᠬᠦ ᠳᠡᠭᠡᠨ ᠬᠡᠪᠲᠡᠵᠦ ᠪᠤᠢ ᠠᠷᠰᠯᠠᠨ ᠥ ᠰᠢᠨᠵᠢ ᠪᠠᠢᠳᠠᠯ  ᠢᠶᠡᠷ ᠮᠥᠩᠬᠡ ᠪᠤᠰᠤ ᠵᠢ ᠦᠵᠡᠭᠦᠯᠦᠭᠰᠡᠨ ᠲᠤᠯᠠ ᠨᠠᠰᠤ ᠪᠠᠷᠠᠭᠴᠢᠳ ᠢ ᠢᠩᠭᠢᠵᠦ ᠪᠠᠢᠷᠢᠯᠠᠭᠤᠯᠬᠤ ᠨᠢ ᠭᠡᠭᠡᠷᠡᠵᠦ ᠭᠡᠢᠬᠦ ᠶᠢᠨ ᠪᠢᠯᠢᠭ᠌ ᠳᠡᠮᠪᠡᠷᠢᠯ ᠬᠤᠷᠢᠶᠠᠳᠠᠭ ᠪᠠᠢᠨ᠎ᠠ ᠃ ᠮᠣᠩᠭᠤᠯ ᠶᠣᠰᠤᠨ ᠳᠦ ᠨᠠᠰᠤ ᠪᠠᠷᠠᠭᠰᠠᠨ ᠬᠥᠮᠦᠨ ᠢ 3 ᠪᠠ 5 ᠬᠣᠨᠤᠭ ᠳᠣᠲᠤᠷ᠎ᠠ ᠨᠢ ᠬᠦᠳᠡᠭᠡᠯᠡᠬᠦᠯᠳᠡᠭ ᠶᠣᠰᠤ ᠲᠠᠢ ᠪᠥᠭᠡᠳ ᠤᠯᠠᠨ ᠬᠣᠨᠤᠭ ᠭᠡᠷ ᠲᠦ ᠤᠳᠠᠭᠠᠨ ᠪᠠᠢᠯᠭᠠᠬᠤ ᠵᠢ ᠴᠡᠭᠡᠷᠯᠡᠳᠡᠭ ᠃ ᠤᠴᠢᠷ ᠨᠢ ᠬᠡᠭᠦᠷ ᠭᠡᠷ  ᠲᠦ ᠤᠳᠠᠭᠠᠨ ᠪᠠᠢᠬᠤ ᠨᠢ ᠦᠯᠡᠳᠡᠭᠰᠡᠨ ᠠᠷᠤ ᠭᠡᠷ ᠤᠨ ᠬᠡᠰᠢᠭ ᠪᠤᠶᠠᠨ ᠳᠦ ᠮᠠᠭᠤ ᠬᠡᠮᠡᠳᠡᠭ ᠃ ᠮᠥᠨ ᠨᠠᠰᠤ ᠪᠠᠷᠠᠭᠴᠢᠳ ᠤᠨ ᠳᠡᠷᠭᠡᠳᠡ ᠨᠡᠷ᠎ᠡ ᠪᠡᠷ ᠨᠢ ᠳᠠᠭᠤᠳᠠᠬᠤ ᠂ ᠴᠢᠩᠭ᠎ᠠ ᠳᠠᠭᠤ ᠴᠢᠮᠡᠭᠡ ᠭᠠᠷᠭᠠᠬᠤ ᠂ ᠠᠮᠢᠳᠤᠷᠠᠴᠢᠯᠠᠨ ᠬᠠᠷᠢᠴᠠᠬᠤ ᠵᠡᠷᠭᠡ ᠶᠣᠰᠤ ᠪᠤᠰᠤ ᠦᠢᠯᠡᠳᠦᠯ ᠬᠢᠬᠦ ᠵᠢ ᠴᠡᠭᠡᠷᠯᠡᠳᠡᠭ ᠃
Posted in ᠬᠤᠭᠤᠯᠠ ᠬᠦᠨᠦᠰᠦ, ᠰᠤᠨᠢᠨ ᠮᠡᠳᠡᠭᠡ, ᠵᠠᠭᠤᠰᠢ ᠨᠤᠭᠤᠭ᠎ᠠ.