ᠲᠤᠷᠰᠢᠭᠰᠠᠨ ᠵᠤᠬᠢᠶᠠᠯ ᠮᠣᠩᠭᠤᠯ ᠶᠣᠰᠤᠨ ᠳᠦ ᠨᠠᠰᠤ ᠪᠠᠷᠠᠭᠴᠢ ᠶᠢ ᠣᠷᠤᠰᠢᠭᠤᠯᠬᠤ ᠡᠳᠦᠷ ᠮᠠᠯᠠᠭᠠᠢ ᠵᠢ ᠪᠤᠷᠤᠭᠤ

ᠪᠠᠢᠷᠢᠯᠠᠭᠤᠯᠬᠤ ᠨᠢ ᠭᠡᠭᠡᠷᠡᠵᠦ ᠭᠡᠢᠬᠦ ᠶᠢᠨ ᠪᠢᠯᠢᠭ᠌ ᠳᠡᠮᠪᠡᠷᠢᠯ ᠬᠤᠷᠢᠶᠠᠳᠠᠭ ᠪᠠᠢᠨ᠎ᠠ ᠃ ᠮᠣᠩᠭᠤᠯ ᠶᠣᠰᠤᠨ ᠳᠦ ᠨᠠᠰᠤ ᠪᠠᠷᠠᠭᠰᠠᠨ ᠬᠥᠮᠦᠨ ᠢ 3 ᠪᠠ 5 ᠬᠣᠨᠤᠭ ᠳᠣᠲᠤᠷ᠎ᠠ ᠨᠢ ᠬᠦᠳᠡᠭᠡᠯᠡᠬᠦᠯᠳᠡᠭ ᠶᠣᠰᠤ ᠲᠠᠢ ᠪᠥᠭᠡᠳ ᠤᠯᠠᠨ ᠬᠣᠨᠤᠭ ᠭᠡᠷ ᠲᠦ ᠤᠳᠠᠭᠠᠨ ᠪᠠᠢᠯᠭᠠᠬᠤ ᠵᠢ ᠴᠡᠭᠡᠷᠯᠡᠳᠡᠭ ᠃ ᠤᠴᠢᠷ ᠨᠢ ᠬᠡᠭᠦᠷ ᠭᠡᠷ  ᠲᠦ ᠤᠳᠠᠭᠠᠨ ᠪᠠᠢᠬᠤ ᠨᠢ ᠦᠯᠡᠳᠡᠭᠰᠡᠨ ᠠᠷᠤ ᠭᠡᠷ ᠤᠨ ᠬᠡᠰᠢᠭ ᠪᠤᠶᠠᠨ ᠳᠦ ᠮᠠᠭᠤ ᠬᠡᠮᠡᠳᠡᠭ ᠃ ᠮᠥᠨ ᠨᠠᠰᠤ ᠪᠠᠷᠠᠭᠴᠢᠳ ᠤᠨ ᠳᠡᠷᠭᠡᠳᠡ ᠨᠡᠷ᠎ᠡ ᠪᠡᠷ ᠨᠢ ᠳᠠᠭᠤᠳᠠᠬᠤ ᠂ ᠴᠢᠩᠭ᠎ᠠ ᠳᠠᠭᠤ ᠴᠢᠮᠡᠭᠡ ᠭᠠᠷᠭᠠᠬᠤ ᠂ ᠠᠮᠢᠳᠤᠷᠠᠴᠢᠯᠠᠨ ᠬᠠᠷᠢᠴᠠᠬᠤ ᠵᠡᠷᠭᠡ ᠶᠣᠰᠤ ᠪᠤᠰᠤ ᠦᠢᠯᠡᠳᠦᠯ ᠬᠢᠬᠦ ᠵᠢ ᠴᠡᠭᠡᠷᠯᠡᠳᠡᠭ ᠃ ᠵᠢᠷᠤᠬᠠᠢ ᠶᠢᠨ ᠶᠣᠰᠤᠨ ᠳᠦ ᠨᠠᠰᠤ ᠪᠠᠷᠠᠭᠰᠠᠨ ᠬᠥᠮᠦᠨ ᠳᠦ ᠭᠦᠨ ᠬᠦᠨᠳᠤᠳᠬᠠᠯ ᠲᠠᠢ ᠬᠠᠷᠢᠴᠠᠬᠤ ᠂ ᠮᠥᠨ ᠰᠤᠳᠤᠷ ᠨᠣᠮ ᠳᠦ ᠵᠢᠭᠠᠭᠰᠠᠨ ᠥ ᠳᠠᠭᠠᠤ ᠣᠷᠤᠰᠢᠭᠤᠯᠭ᠎ᠠ ᠶᠢᠨ ᠵᠠᠩ ᠤᠢᠯᠠ ᠵᠢ ᠦᠢᠯᠡᠳᠬᠦ ᠶᠣᠰᠤᠲᠠᠢ ᠵᠢ ᠠᠩᠬᠠᠷᠤᠭᠤᠯᠤᠭᠰᠠᠨ ᠪᠠᠢᠳᠠᠭ ᠪᠥᠭᠡᠳ ᠳᠤᠷ᠎ᠠ ᠮᠡᠳᠡᠨ ᠵᠠᠩ ᠦᠢᠯᠡ ᠵᠣᠬᠢᠶᠠᠵᠤ ᠦᠬᠦᠭᠰᠡᠨ ᠬᠥᠮᠦᠨ ᠢ ᠣᠷᠤᠰᠢᠭᠤᠯᠬᠤ ᠨᠢ ᠭᠡᠮ ᠠᠯᠳᠠᠰ ᠶᠡᠬᠡ ᠭᠠᠷᠬᠤ ᠪᠥᠭᠡᠳ ᠦᠯᠡᠳᠡᠵᠦ ᠬᠣᠴᠤᠷᠤᠭᠰᠠᠨ ᠠᠬ᠎ᠠ ᠳᠡᠭᠦᠦ ᠂ ᠤᠷᠤᠭ ᠰᠠᠳᠤᠨ ᠳᠦ ᠭᠠᠢ ᠪᠠᠷᠴᠢᠳ ᠨᠢᠭᠤᠷᠯᠠᠬᠤ ᠭᠡᠮ  ᠲᠠᠢ ᠬᠡᠮᠡᠨ ᠦᠵᠡᠳᠡᠭ ᠃
ᠨᠠᠰᠤ ᠪᠠᠷᠠᠭᠰᠠᠨ ᠬᠥᠮᠦᠨ ᠢ ᠣᠷᠤᠰᠢᠭᠤᠯᠬᠤ ᠶᠢᠨ ᠡᠮᠦᠨᠡᠬᠢ ᠶᠣᠰᠤ ᠵᠢ ᠵᠢᠷᠤᠬᠠᠢ ᠶᠢᠨ ᠰᠤᠳᠤᠷ ᠨᠣᠮ ᠮᠡᠳᠡᠬᠦ ᠵᠢᠷᠤᠬᠠᠢᠴᠢ ᠬᠥᠮᠦᠨ ᠢᠶᠡᠷ 《 ᠠᠯᠳᠠᠨ ᠰᠠᠪᠠ 》 ᠨᠡᠭᠡᠯᠭᠡᠵᠤ ᠲᠡᠷᠡ ᠨᠣᠮ ᠤᠨ ᠳᠠᠭᠠᠤ ᠶᠣᠰᠤᠴᠢᠯᠠᠨ ᠦᠢᠯᠡᠳᠦᠨ᠎ᠡ ᠃ ᠮᠣᠩᠭᠤᠯ ᠶᠣᠰᠤᠨ ᠳᠦ ᠨᠠᠰᠤ ᠪᠠᠷᠠᠭᠴᠢ ᠶᠢ ᠣᠷᠤᠰᠢᠭᠤᠯᠬᠤ ᠡᠳᠦᠷ ᠮᠠᠯᠠᠭᠠᠢ ᠵᠢ ᠪᠤᠷᠤᠭᠤ ᠬᠠᠷᠠᠭᠤᠯᠵᠤ ᠂ ᠳᠡᠪᠡᠯ ᠤᠨ ᠵᠠᠬ᠎ᠠ ᠵᠢ ᠲᠤᠲᠤᠭᠰᠢ ᠴᠢᠬᠢᠵᠦ ᠂ ᠳᠡᠪᠡᠯ ᠤᠨ ᠬᠣᠷᠮᠤᠢ ᠵᠢ ᠬᠣᠶᠠᠷ ᠲᠠᠰᠢ ᠢᠷᠠᠵᠦ ᠣᠷᠤᠳᠠᠭ ᠪᠥᠭᠡᠳ ᠪᠤᠰᠤᠳ ᠦᠶ᠎ᠡ ᠳᠦ ᠳᠡᠭᠡᠷᠡᠬᠢ ᠦᠢᠯᠡᠳᠦᠯ ᠤᠳ ᠢ ᠴᠡᠭᠡᠷᠯᠡᠳᠡᠭ ᠃ ᠡᠴᠢᠭᠡ ᠂ ᠡᠬᠡ ᠵᠢ ᠣᠷᠤᠰᠢᠭᠤᠯᠵᠤ ᠪᠠᠢᠭ᠎ᠠ ᠪᠣᠯ ᠪᠠᠷᠠᠭᠤᠨ ᠡᠪᠦᠳᠦᠭ ᠡᠴᠡ ᠨᠢ ᠵᠦᠪᠬᠠᠨ ᠲᠥᠷᠦᠭᠰᠡᠨ ᠬᠡᠤᠬᠠᠳ ᠣᠳ ᠨᠢ ᠠᠳᠢᠰ ᠠᠪᠬᠤ ᠶᠣᠰᠤ ᠲᠠᠢ ᠃ ᠨᠠᠰᠤ ᠪᠠᠷᠠᠭᠴᠢᠳ ᠲᠠᠢ ᠬᠠᠮᠢᠶ᠎ᠠ ᠪᠤᠰᠤ ᠰᠠᠯᠬᠤ ᠶᠣᠰᠤ ᠤᠢᠯᠡᠳᠴᠤ ᠪᠣᠯᠬᠤ ᠦᠭᠡᠢ ᠃ ᠱᠠᠷᠢᠯ ᠳᠦ ᠨᠣᠮ ᠳᠦ ᠵᠢᠭᠠᠭᠰᠠᠨ ᠵᠢᠯᠲᠡᠨ ᠡᠬᠢᠯᠡᠵᠦ ᠬᠦᠷᠦᠭᠰᠡᠨ ᠬᠤᠢᠨᠠ ᠪᠤᠰᠤᠳ ᠶᠣᠰᠤ ᠵᠢ ᠭᠦᠢᠴᠡᠳᠭᠡᠬᠦ ᠪᠥᠭᠡᠳ ᠤᠷᠤᠰᠢᠭᠤᠯᠭᠠ ᠵᠢᠨ ᠠᠵᠢᠯ ᠳᠦ ᠵᠢᠷᠮᠦᠰᠦᠨ ᠡᠮᠡᠭᠲᠡᠢ ᠪᠤᠯᠤᠨ ᠨᠢᠯᠬᠠ ᠬᠡᠤᠬᠠᠳ ᠣᠷᠤᠭᠤᠯᠳᠠᠭ ᠦᠭᠡᠢ ᠃ ᠮᠥᠨ 49 ᠬᠣᠨᠤᠭ ᠳᠣᠲᠤᠷ᠎ᠠ ᠨᠥᠬᠦᠷ ᠢ ᠣᠷᠤᠰᠢᠭᠤᠯᠵᠤ ᠪᠠᠢᠭ᠎ᠠ ᠪᠣᠯ ᠡᠬᠠᠨᠡᠷ ᠨᠢ ᠂ ᠡᠬᠠᠨᠡᠷ ᠢ ᠣᠷᠤᠰᠢᠭᠤᠯᠵᠤ ᠪᠠᠢᠭ᠎ᠠ ᠪᠣᠯ ᠡᠷ᠎ᠡ ᠨᠥᠬᠦᠷ ᠨᠢ ᠥᠭᠡᠷ᠎ᠡ ᠪᠤᠰᠤᠳ ᠲᠠᠢ ᠡᠷ᠎ᠡ ᠂ ᠡᠮ᠎ᠡ ᠶᠢᠨ ᠠᠵᠢᠯ ᠦᠢᠯᠡᠳᠬᠦ ᠂ ᠠᠮᠢᠲᠠᠨ ᠤ ᠠᠮᠢ ᠲᠠᠰᠤᠯᠬᠤ ᠂ ᠬᠤᠯᠠᠭᠠᠢ ᠳᠡᠭᠡᠷᠡᠮ ᠬᠢᠬᠦ ᠂ ᠮᠣᠳᠤ ᠤᠭᠲᠤᠯᠠᠬᠤ ᠂ ᠬᠡᠯᠡ ᠠᠮᠠ ᠬᠡᠷᠡᠭᠦᠯ ᠮᠠᠷᠭᠤᠭᠠᠨ ᠂ ᠵᠠᠷᠭᠤ ᠲᠡᠮᠡᠴᠡᠯ ᠬᠢᠬᠦ ᠵᠢ ᠬᠠᠲᠠᠭᠤ ᠴᠡᠭᠡᠷᠯᠡᠳᠡᠭ ᠃

Posted in ᠬᠤᠭᠤᠯᠠ ᠬᠦᠨᠦᠰᠦ, ᠰᠤᠨᠢᠨ ᠮᠡᠳᠡᠭᠡ.