ᠲᠤᠷᠰᠢᠭᠰᠠᠨ ᠵᠤᠬᠢᠶᠠᠯ ᠲᠣᠭ᠎ᠠ ᠲᠠᠢ ᠶᠠᠪᠤᠵᠤ ᠪᠤᠴᠠᠵᠤ ᠢᠷᠡᠬᠦ ᠳᠡᠭᠡᠨ ᠲᠡᠭᠰᠢᠷᠡᠳᠡᠭ ᠨᠢ ᠠᠷᠤ ᠡᠴᠡ ᠪᠡᠨ ᠦᠬᠦᠯ ᠬᠠᠭᠠᠴᠠᠯ

ᠰᠤᠩᠭᠠᠵᠤ ᠲᠠᠯᠪᠢᠭᠠᠳ ᠳᠠᠷᠤᠭᠳᠠᠭ᠎ᠠ ᠦᠭᠡᠢ ᠳᠡᠭᠡᠳᠦ ᠬᠥᠯ ᠢ ᠨᠢ ᠨᠤᠭᠤᠯᠠᠰᠬᠢᠯᠬᠡᠨ ᠬᠡᠪᠲᠡᠭᠦᠯᠳᠡᠭ ᠃ ᠡᠨᠡ ᠨᠢ ᠪᠤᠷᠬᠠᠨ ᠪᠠᠭᠰᠢ ᠨᠢᠷᠸᠠᠨ ᠢ ᠪᠢᠳᠡᠨ ᠳᠦ ᠦᠵᠡᠭᠦᠯᠬᠦ ᠳᠡᠭᠡᠨ ᠬᠡᠪᠲᠡᠵᠦ ᠪᠤᠢ ᠠᠷᠰᠯᠠᠨ ᠥ ᠰᠢᠨᠵᠢ ᠪᠠᠢᠳᠠᠯ  ᠢᠶᠡᠷ ᠮᠥᠩᠬᠡ ᠪᠤᠰᠤ ᠵᠢ ᠦᠵᠡᠭᠦᠯᠦᠭᠰᠡᠨ ᠲᠤᠯᠠ ᠨᠠᠰᠤ ᠪᠠᠷᠠᠭᠴᠢᠳ ᠢ ᠢᠩᠭᠢᠵᠦ ᠪᠠᠢᠷᠢᠯᠠᠭᠤᠯᠬᠤ ᠨᠢ ᠭᠡᠭᠡᠷᠡᠵᠦ ᠭᠡᠢᠬᠦ ᠶᠢᠨ ᠪᠢᠯᠢᠭ᠌ ᠳᠡᠮᠪᠡᠷᠢᠯ ᠬᠤᠷᠢᠶᠠᠳᠠᠭ ᠪᠠᠢᠨ᠎ᠠ ᠃ ᠮᠣᠩᠭᠤᠯ ᠶᠣᠰᠤᠨ ᠳᠦ ᠨᠠᠰᠤ ᠪᠠᠷᠠᠭᠰᠠᠨ ᠬᠥᠮᠦᠨ ᠢ 3 ᠪᠠ 5 ᠬᠣᠨᠤᠭ ᠳᠣᠲᠤᠷ᠎ᠠ ᠨᠢ ᠬᠦᠳᠡᠭᠡᠯᠡᠬᠦᠯᠳᠡᠭ ᠶᠣᠰᠤ ᠲᠠᠢ ᠪᠥᠭᠡᠳ ᠤᠯᠠᠨ ᠬᠣᠨᠤᠭ ᠭᠡᠷ ᠲᠦ ᠤᠳᠠᠭᠠᠨ ᠪᠠᠢᠯᠭᠠᠬᠤ ᠵᠢ ᠴᠡᠭᠡᠷᠯᠡᠳᠡᠭ ᠃ ᠤᠴᠢᠷ ᠨᠢ ᠬᠡᠭᠦᠷ ᠭᠡᠷ  ᠲᠦ ᠤᠳᠠᠭᠠᠨ ᠪᠠᠢᠬᠤ ᠨᠢ ᠦᠯᠡᠳᠡᠭᠰᠡᠨ ᠠᠷᠤ ᠭᠡᠷ ᠤᠨ ᠬᠡᠰᠢᠭ ᠪᠤᠶᠠᠨ ᠳᠦ ᠮᠠᠭᠤ ᠬᠡᠮᠡᠳᠡᠭ ᠃ ᠮᠥᠨ ᠨᠠᠰᠤ ᠪᠠᠷᠠᠭᠴᠢᠳ ᠤᠨ ᠳᠡᠷᠭᠡᠳᠡ ᠨᠡᠷ᠎ᠡ ᠪᠡᠷ ᠨᠢ ᠳᠠᠭᠤᠳᠠᠬᠤ ᠂ ᠴᠢᠩᠭ᠎ᠠ ᠳᠠᠭᠤ ᠴᠢᠮᠡᠭᠡ ᠭᠠᠷᠭᠠᠬᠤ ᠂ ᠠᠮᠢᠳᠤᠷᠠᠴᠢᠯᠠᠨ ᠬᠠᠷᠢᠴᠠᠬᠤ ᠵᠡᠷᠭᠡ ᠶᠣᠰᠤ ᠪᠤᠰᠤ ᠦᠢᠯᠡᠳᠦᠯ ᠬᠢᠬᠦ ᠵᠢ ᠴᠡᠭᠡᠷᠯᠡᠳᠡᠭ ᠃ ᠵᠢᠷᠤᠬᠠᠢ ᠶᠢᠨ ᠶᠣᠰᠤᠨ ᠳᠦ ᠨᠠᠰᠤ ᠪᠠᠷᠠᠭᠰᠠᠨ ᠬᠥᠮᠦᠨ ᠳᠦ ᠭᠦᠨ ᠬᠦᠨᠳᠤᠳᠬᠠᠯ ᠲᠠᠢ ᠬᠠᠷᠢᠴᠠᠬᠤ ᠂ ᠮᠥᠨ ᠰᠤᠳᠤᠷ ᠨᠣᠮ ᠳᠦ ᠵᠢᠭᠠᠭᠰᠠᠨ ᠥ ᠳᠠᠭᠠᠤ ᠣᠷᠤᠰᠢᠭᠤᠯᠭ᠎ᠠ ᠶᠢᠨ ᠵᠠᠩ ᠤᠢᠯᠠ ᠵᠢ ᠦᠢᠯᠡᠳᠬᠦ ᠶᠣᠰᠤᠲᠠᠢ ᠵᠢ ᠠᠩᠬᠠᠷᠤᠭᠤᠯᠤᠭᠰᠠᠨ ᠪᠠᠢᠳᠠᠭ ᠪᠥᠭᠡᠳ ᠳᠤᠷ᠎ᠠ ᠮᠡᠳᠡᠨ ᠵᠠᠩ ᠦᠢᠯᠡ ᠵᠣᠬᠢᠶᠠᠵᠤ ᠦᠬᠦᠭᠰᠡᠨ ᠬᠥᠮᠦᠨ ᠢ ᠣᠷᠤᠰᠢᠭᠤᠯᠬᠤ ᠨᠢ ᠭᠡᠮ ᠠᠯᠳᠠᠰ ᠶᠡᠬᠡ ᠭᠠᠷᠬᠤ ᠪᠥᠭᠡᠳ ᠦᠯᠡᠳᠡᠵᠦ ᠬᠣᠴᠤᠷᠤᠭᠰᠠᠨ ᠠᠬ᠎ᠠ ᠳᠡᠭᠦᠦ ᠂ ᠤᠷᠤᠭ ᠰᠠᠳᠤᠨ ᠳᠦ ᠭᠠᠢ ᠪᠠᠷᠴᠢᠳ ᠨᠢᠭᠤᠷᠯᠠᠬᠤ ᠭᠡᠮ  ᠲᠠᠢ ᠬᠡᠮᠡᠨ ᠦᠵᠡᠳᠡᠭ ᠃

Posted in ᠬᠤᠭᠤᠯᠠ ᠬᠦᠨᠦᠰᠦ, ᠰᠤᠨᠢᠨ ᠮᠡᠳᠡᠭᠡ.