tt4

ᠲᠤᠷᠰᠢᠭᠰᠠᠨ ᠵᠤᠬᠢᠶᠠᠯ ᠰᠠᠷᠪᠤᠭᠤ ᠵᠢ ᠨᠢ ᠳᠡᠷᠡᠯᠡᠭᠦᠯᠵᠦ ᠂ ᠰᠤᠯᠠ ᠭᠠᠷ ᠢ ᠨᠢ ᠪᠡᠶ᠎ᠡ ᠶᠢᠨ ᠳᠠᠭᠠᠤ

ᠡᠷᠳᠡᠨᠢᠲᠤ ᠬᠥᠮᠦᠨ ᠢ ᠨᠠᠰᠤ ᠪᠠᠷᠠᠬᠤ ᠳᠦ ᠨᠢ ᠮᠡᠯᠮᠡᠢ ᠨᠢ ᠨᠡᠭᠡᠭᠡᠯᠲᠡ ᠳᠠᠢ ᠪᠠᠢᠪᠠᠯ ᠠᠨᠢᠭᠤᠯᠵᠦ ᠂ ᠪᠡᠶ᠎ᠡ ᠵᠢ ᠨᠢ ᠰᠢᠯᠤᠭᠤᠨ ᠵᠠᠰᠠᠵᠤ ᠬᠣᠶᠠᠷ ᠭᠠᠷ ᠢ ᠨᠢ ᠬᠡᠪᠡᠯᠢ ᠵᠢᠨ ᠲᠤᠰ ᠭᠠᠵᠠᠷ ᠵᠥᠷᠢᠭᠦᠯᠦᠨ ᠲᠠᠯᠪᠢᠳᠠᠭ ᠪᠥᠭᠡᠳ ᠮᠥᠨ ᠬᠡᠪᠲᠡᠵᠦ ᠪᠤᠢ ᠠᠷᠰᠯᠠᠨ  ᠤ ᠰᠢᠨᠵᠢ  ᠪᠡᠷ ᠪᠠᠷᠠᠭᠤᠨ ᠬᠠᠮᠠᠷ ᠤᠨ ᠨᠦᠬᠡ ᠵᠢ ᠪᠠᠷᠠᠭᠤᠨ ᠭᠠᠷ ᠤᠨ ᠡᠷᠡᠬᠠᠢ ᠬᠤᠷᠤᠭᠤ ᠪᠡᠷ ᠪᠦᠬᠯᠡᠵᠦ ᠂ ᠰᠠᠷᠪᠤᠭᠤ ᠵᠢ ᠨᠢ ᠳᠡᠷᠡᠯᠡᠭᠦᠯᠵᠦ ᠂ ᠰᠤᠯᠠ ᠭᠠᠷ ᠢ ᠨᠢ ᠪᠡᠶ᠎ᠡ ᠶᠢᠨ ᠳᠠᠭᠠᠤ ᠰᠤᠩᠭᠠᠵᠤ ᠲᠠᠯᠪᠢᠭᠠᠳ ᠳᠠᠷᠤᠭᠳᠠᠭ᠎ᠠ ᠦᠭᠡᠢ ᠳᠡᠭᠡᠳᠦ ᠬᠥᠯ ᠢ ᠨᠢ ᠨᠤᠭᠤᠯᠠᠰᠬᠢᠯᠬᠡᠨ ᠬᠡᠪᠲᠡᠭᠦᠯᠳᠡᠭ ᠃ ᠡᠨᠡ ᠨᠢ ᠪᠤᠷᠬᠠᠨ ᠪᠠᠭᠰᠢ ᠨᠢᠷᠸᠠᠨ ᠢ ᠪᠢᠳᠡᠨ ᠳᠦ ᠦᠵᠡᠭᠦᠯᠬᠦ ᠳᠡᠭᠡᠨ ᠬᠡᠪᠲᠡᠵᠦ ᠪᠤᠢ ᠠᠷᠰᠯᠠᠨ ᠥ ᠰᠢᠨᠵᠢ ᠪᠠᠢᠳᠠᠯ  ᠢᠶᠡᠷ ᠮᠥᠩᠬᠡ ᠪᠤᠰᠤ ᠵᠢ ᠦᠵᠡᠭᠦᠯᠦᠭᠰᠡᠨ ᠲᠤᠯᠠ ᠨᠠᠰᠤ ᠪᠠᠷᠠᠭᠴᠢᠳ ᠢ ᠢᠩᠭᠢᠵᠦ ᠪᠠᠢᠷᠢᠯᠠᠭᠤᠯᠬᠤ ᠨᠢ ᠭᠡᠭᠡᠷᠡᠵᠦ ᠭᠡᠢᠬᠦ ᠶᠢᠨ ᠪᠢᠯᠢᠭ᠌ ᠳᠡᠮᠪᠡᠷᠢᠯ ᠬᠤᠷᠢᠶᠠᠳᠠᠭ ᠪᠠᠢᠨ᠎ᠠ ᠃ ᠮᠣᠩᠭᠤᠯ ᠶᠣᠰᠤᠨ ᠳᠦ ᠨᠠᠰᠤ ᠪᠠᠷᠠᠭᠰᠠᠨ ᠬᠥᠮᠦᠨ ᠢ 3 ᠪᠠ 5 ᠬᠣᠨᠤᠭ ᠳᠣᠲᠤᠷ᠎ᠠ ᠨᠢ ᠬᠦᠳᠡᠭᠡᠯᠡᠬᠦᠯᠳᠡᠭ ᠶᠣᠰᠤ ᠲᠠᠢ ᠪᠥᠭᠡᠳ ᠤᠯᠠᠨ ᠬᠣᠨᠤᠭ ᠭᠡᠷ ᠲᠦ ᠤᠳᠠᠭᠠᠨ ᠪᠠᠢᠯᠭᠠᠬᠤ ᠵᠢ ᠴᠡᠭᠡᠷᠯᠡᠳᠡᠭ ᠃ ᠤᠴᠢᠷ ᠨᠢ ᠬᠡᠭᠦᠷ ᠭᠡᠷ  ᠲᠦ ᠤᠳᠠᠭᠠᠨ ᠪᠠᠢᠬᠤ ᠨᠢ ᠦᠯᠡᠳᠡᠭᠰᠡᠨ ᠠᠷᠤ ᠭᠡᠷ ᠤᠨ ᠬᠡᠰᠢᠭ ᠪᠤᠶᠠᠨ ᠳᠦ ᠮᠠᠭᠤ ᠬᠡᠮᠡᠳᠡᠭ ᠃ ᠮᠥᠨ ᠨᠠᠰᠤ ᠪᠠᠷᠠᠭᠴᠢᠳ ᠤᠨ ᠳᠡᠷᠭᠡᠳᠡ ᠨᠡᠷ᠎ᠡ ᠪᠡᠷ ᠨᠢ ᠳᠠᠭᠤᠳᠠᠬᠤ ᠂ ᠴᠢᠩᠭ᠎ᠠ ᠳᠠᠭᠤ ᠴᠢᠮᠡᠭᠡ ᠭᠠᠷᠭᠠᠬᠤ ᠂ ᠠᠮᠢᠳᠤᠷᠠᠴᠢᠯᠠᠨ ᠬᠠᠷᠢᠴᠠᠬᠤ ᠵᠡᠷᠭᠡ ᠶᠣᠰᠤ ᠪᠤᠰᠤ ᠦᠢᠯᠡᠳᠦᠯ ᠬᠢᠬᠦ ᠵᠢ ᠴᠡᠭᠡᠷᠯᠡᠳᠡᠭ ᠃ ᠵᠢᠷᠤᠬᠠᠢ ᠶᠢᠨ ᠶᠣᠰᠤᠨ ᠳᠦ ᠨᠠᠰᠤ ᠪᠠᠷᠠᠭᠰᠠᠨ ᠬᠥᠮᠦᠨ ᠳᠦ ᠭᠦᠨ ᠬᠦᠨᠳᠤᠳᠬᠠᠯ ᠲᠠᠢ ᠬᠠᠷᠢᠴᠠᠬᠤ ᠂ ᠮᠥᠨ ᠰᠤᠳᠤᠷ ᠨᠣᠮ ᠳᠦ ᠵᠢᠭᠠᠭᠰᠠᠨ ᠥ ᠳᠠᠭᠠᠤ ᠣᠷᠤᠰᠢᠭᠤᠯᠭ᠎ᠠ ᠶᠢᠨ ᠵᠠᠩ ᠤᠢᠯᠠ ᠵᠢ ᠦᠢᠯᠡᠳᠬᠦ ᠶᠣᠰᠤᠲᠠᠢ ᠵᠢ ᠠᠩᠬᠠᠷᠤᠭᠤᠯᠤᠭᠰᠠᠨ ᠪᠠᠢᠳᠠᠭ ᠪᠥᠭᠡᠳ ᠳᠤᠷ᠎ᠠ ᠮᠡᠳᠡᠨ ᠵᠠᠩ ᠦᠢᠯᠡ ᠵᠣᠬᠢᠶᠠᠵᠤ ᠦᠬᠦᠭᠰᠡᠨ ᠬᠥᠮᠦᠨ ᠢ ᠣᠷᠤᠰᠢᠭᠤᠯᠬᠤ ᠨᠢ ᠭᠡᠮ ᠠᠯᠳᠠᠰ ᠶᠡᠬᠡ ᠭᠠᠷᠬᠤ ᠪᠥᠭᠡᠳ ᠦᠯᠡᠳᠡᠵᠦ ᠬᠣᠴᠤᠷᠤᠭᠰᠠᠨ ᠠᠬ᠎ᠠ ᠳᠡᠭᠦᠦ ᠂ ᠤᠷᠤᠭ ᠰᠠᠳᠤᠨ ᠳᠦ ᠭᠠᠢ ᠪᠠᠷᠴᠢᠳ ᠨᠢᠭᠤᠷᠯᠠᠬᠤ ᠭᠡᠮ  ᠲᠠᠢ ᠬᠡᠮᠡᠨ ᠦᠵᠡᠳᠡᠭ ᠃

Posted in ᠬᠤᠭᠤᠯᠠ ᠬᠦᠨᠦᠰᠦ, ᠰᠤᠨᠢᠨ ᠮᠡᠳᠡᠭᠡ, ᠵᠠᠭᠤᠰᠢ ᠨᠤᠭᠤᠭ᠎ᠠ.